Ps:在线试听为压缩音质节选,体验无损音质请下载完整版

察汗淖尔 (蒙语版) – 莫尔根
词:克明
曲:萨如拉塞汗
ᠳᠠᠭᠤᠨ ᠤ ᠭᠠᠵᠠᠷ ᠡᠴᠡ ᠪᠣᠯᠣᠷ ᠰᠤᠨᠳᠤᠷ ᠲᠠᠢ
ᠳᠦᠯᠭᠡᠭᠡᠨ ᠴᠠᠭᠠᠨ ᠨᠠᠭᠤᠷ ᠤᠶᠠᠩᠭ ᠠ ᠳᠠᠭᠤᠤ ᠪᠠᠨ ᠬᠠᠶ᠋ᠢᠯᠠᠨ ᠠ
ᠳᠣᠮᠣᠭ ᠤᠨ ᠳᠤᠮᠳᠠ ᠡᠴᠡ ᠪᠠᠨ ᠵᠢᠭᠦᠷᠲᠦ ᠬᠦᠯᠦᠭ ᠨᠢ ᠲᠡᠭᠦᠯᠢᠭᠰᠡᠨ
ᠳᠣᠷᠣᠨ ᠠ ᠶᠢᠨ ᠭᠡᠭᠡᠨ ᠤᠨᠳᠤᠷᠠᠭ ᠠ ᠰᠡᠭᠦᠳᠡᠩ ᠰᠠᠷᠠᠨ ᠤ ᠲᠤᠶᠠᠭ ᠠ
ᠴᠠᠭᠠᠨ ᠨᠠᠭᠤᠷ ᠲᠡᠭᠷᠢ ᠶ᠋ᠢᠨ ᠷᠠᠰᠢᠶᠠᠨ
ᠴᠠᠶ᠋ᠢᠳᠠᠮ ᠲᠠᠯ ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠴᠠᠭᠠᠨ ᠨᠠᠭᠤᠷ ᠲᠡᠭᠷᠢ ᠶᠢᠨ ᠷᠠᠰᠢᠶᠠᠨ
ᠴᠠᠶ᠋ᠢᠳᠠᠮ ᠲᠠᠯ ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠠᠢ
ᠨᠢᠭᠤᠴᠠ ᠶᠢᠨ ᠨᠢᠭᠤᠴᠠ ᠡᠴᠡ ᠲᠣᠯᠢᠳᠠᠨ ᠲᠤᠨᠤᠷᠠᠭᠰᠠᠨ
ᠮᠦᠩᠭᠦᠨ ᠴᠠᠭᠠᠨ ᠨᠠᠭᠤᠷ ᠬᠠᠭᠤᠴᠢᠨ ᠤ ᠳᠣᠮᠣᠭ ᠢᠶ᠋ᠠᠨ ᠶᠠᠷᠢᠨ ᠠ
ᠡᠵᠢ ᠶᠢᠨ ᠮᠢᠨᠢ ᠬᠠᠶ᠋ᠢᠷᠠᠯᠠᠨ ᠳᠡᠭᠡᠵᠢ ᠪᠠᠨ ᠡᠷᠭᠦᠭᠰᠠᠨ
ᠡᠷᠲᠡᠨ ᠤ ᠦᠯᠢᠭᠡᠷ ᠳᠣᠮᠣᠭ ᠤᠨ ᠲᠡᠭᠷᠢ ᠡᠴᠡ ᠳᠤᠰᠤᠭᠰᠠᠨ ᠭᠡᠭᠡ
ᠴᠠᠭᠠᠨ ᠨᠠᠭᠤᠷ ᠲᠡᠭᠷᠢ ᠶᠢᠨ ᠷᠠᠰᠢᠶᠠᠨ
ᠴᠠᠶ᠋ᠢᠳᠠᠮ ᠲᠠᠯ ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠴᠠᠭᠠᠨ ᠨᠠᠭᠤᠷ ᠲᠡᠭᠷᠢ ᠶᠢᠨ ᠷᠠᠰᠢᠶᠠᠨ
ᠴᠠᠶ᠋ᠢᠳᠠᠮ ᠲᠠᠯ ᠠ ᠶᠢᠨ ᠡᠷᠳᠡᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ
ᠴᠠᠭᠠᠨ ᠰᠡᠳᠭᠢᠯ ᠤᠨ ᠠᠷᠢᠭᠤᠨ ᠪᠤᠯᠠᠭ ᠮᠢᠨᠢ

加入VIP会员免费下载全站资源,立即加入